ᠪᠦᠭᠡᠷᠤᠯᠠᠢ
ᠨᠠᠢᠷ ᠬᠠᠮᠲᠤᠯᠢᠭ
ᠦᠷᠡᠯ ᠦᠨ ᠰᠠᠢᠬᠠᠨ ᠮᠤᠳᠤ ᠪᠡᠷ ᠵᠢᠡᠨ
ᠦᠯᠦᠭᠡᠢ ᠬᠢᠵᠦ ᠦᠭᠭᠦᠭᠰᠡᠨ ᠠᠵᠢ ᠳ᠋ᠠᠭᠠᠨ
ᠦᠷᠯᠦᠭᠡ ᠦᠳᠡᠰᠢ ᠵᠢᠨ ᠬᠦᠢᠲᠡᠨ ᠳ᠋ᠤ
ᠦᠨᠳᠡᠢᠵᠦ ᠮᠦᠮᠦᠭᠦᠯᠦᠭᠰᠡᠨ ᠡᠵᠢ ᠮᠢᠨᠢ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨᠠ ᠤᠤ ᠳ᠋ᠠ ᠬᠦᠢ
ᠬᠠᠢᠯᠠᠰᠤᠨ ᠰᠠᠢᠬᠠᠨ ᠮᠤᠳᠤ ᠪᠡᠷ ᠵᠢᠡᠨ
ᠬᠠᠷᠠᠭᠠ ᠰᠢᠭᠠᠵᠤ ᠦᠭᠭᠦᠭᠰᠡᠨ ᠠᠵᠢ ᠳ᠋ᠠᠭᠠᠨ
ᠬᠠᠷᠠᠩᠭᠤᠢ ᠰᠦᠨᠢ ᠵᠢᠨ ᠬᠦᠢᠲᠡᠨ ᠳ᠋ᠠᠭᠡᠨ
ᠬᠠᠷᠠᠭᠠᠯᠵᠠᠵᠤ ᠠᠩᠬᠠᠷᠤᠭᠰᠠᠨ ᠡᠵᠢ ᠮᠢᠨᠢ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨᠠ ᠤᠤ ᠳ᠋ᠠ ᠬᠦᠢ
ᠪᠤᠷᠤ ᠬᠠᠯᠵᠠᠨ ᠲᠠᠤᠯᠠᠢ ᠴᠢᠨᠢ
ᠪᠤᠳᠠ ᠡᠴᠡ ᠪᠠᠨ ᠰᠠᠯᠪᠠᠯ ᠦᠨᠦᠴᠢᠷᠡᠨᠡ ᠰᠢᠤ
ᠪᠤᠨᠲᠤᠭᠤᠷ ᠲᠦᠷᠦᠭᠰᠡᠨ ᠪᠦᠭᠡᠷᠤᠯᠠᠢ
ᠮᠦᠮᠦ ᠡᠴᠡ ᠪᠠᠨ ᠬᠤᠯᠠᠳᠠᠪᠠᠯ ᠦᠨᠦᠴᠢᠷᠡᠨᠡ ᠰᠢᠤ
ᠠᠵᠢ ᠳ᠋ᠠᠭᠠᠨ ᠡᠵᠢ ᠳ᠋ᠠᠭᠡᠨ ᠪᠦᠭᠡᠷᠤᠯᠠᠢ ᠪᠦᠦ ᠤᠬᠢᠯᠠ
ᠮᠦᠮᠦ ᠴᠢᠨᠢ ᠪᠠᠢᠨᠠ ᠤᠤ ᠳ᠋ᠠ ᠬᠦᠢ